江格尔英雄赞
  歌手:安达组合Andaunion
  所属专辑:故乡
  发行时间:2016.06.01
  发行公司:
作词 : 安达组合 Anda union
作曲 : 叶尔克西/乌尼
ᠵᠠ ᠬᠡᠵᠢᠶᠡᠳᠡᠨ ᠴᠠᠭ ᠲᠤ ᠪᠤᠯᠬᠤᠯ᠎ᠠ
ᠭᠠᠳᠠᠭᠠᠳᠦ ᠲᠠᠯᠠᠢ ᠬᠡᠳᠡᠭ ᠴᠢᠨᠢ
ᠴᠠᠯᠴᠢᠭ ᠪᠠᠢᠭᠰᠠᠨ ᠴᠠᠭ ᠲᠤ ᠪᠢᠰᠢᠶᠥ
ᠭᠠᠯᠪᠡᠷ ᠽᠠᠨᠳᠠᠨ ᠮᠤᠳᠤ ᠴᠢᠨᠢ
ᠨᠤᠢᠳᠠᠨ ᠪᠠᠢᠭᠰᠠᠨ ᠴᠠᠭ ᠲᠤ ᠪᠢᠰᠢᠶᠥ
ᠲᠠᠬᠢᠯ ᠵᠤᠯᠠ ᠬᠠᠭᠠᠨ ᠤ ᠵᠢᠴᠢ
ᠲᠠᠩᠰᠤᠭ ᠪᠤᠮᠪᠠ ᠬᠠᠭᠠᠨ ᠤ ᠠᠴᠢ
ᠦᠵᠦᠩ ᠠᠯᠳᠠᠷ ᠬᠠᠭᠠᠨ ᠤ ᠬᠦᠪᠡᠬᠦᠨ
ᠦᠶ᠎ᠠ ᠶᠢᠨ ᠦᠨᠦᠴᠢᠨ ᠪᠤᠭᠳᠠ ᠨᠤᠶᠠᠨ
ᠵᠢᠩᠭᠠᠷ ᠬᠡᠳᠡᠭ ᠬᠠᠭᠠᠨ ᠪᠠᠢᠭᠰᠠᠨ ᠰᠠᠨᠵᠠᠢ ᠪᠢᠰᠢᠶᠥ
ᠵᠠ ᠪᠤᠭᠳᠠ ᠨᠤᠶᠠᠨ ᠵᠢᠩᠭᠠᠷ ᠬᠠᠭᠠᠨ ᠤ
ᠠᠬᠠᠯᠠᠭᠠᠥᠨ ᠲᠦᠷᠦᠭᠰᠡᠨ ᠠᠷᠪᠡᠨ ᠬᠤᠶᠠᠷ ᠪᠠᠭᠠᠳᠤᠷ ᠢ ᠴᠢᠨᠢ
ᠬᠡᠯᠡᠭᠡᠥᠨ ᠢᠷᠡᠳᠡᠭ ᠪᠤᠯᠬᠤᠯ᠎ᠠ
ᠪᠤᠭᠳᠠ ᠨᠤᠶᠠᠨ ᠵᠢᠩᠭᠠᠷ ᠢ ᠴᠢᠨᠢ ᠵᠦᠪᠯᠡᠭᠴᠢ
ᠪᠠᠶᠠᠨ ᠵᠦᠭ ᠦᠨ ᠠᠯᠳᠠᠨ ᠵᠢᠴᠢ ᠫᠠᠭᠪᠠ ᠬᠡᠳᠡᠭ
ᠪᠠᠷᠠᠭᠤᠨ ᠪᠡᠶ᠎ᠡ ᠶᠢᠨ ᠪᠠᠭᠠᠳᠤᠷ  ᠤᠳ ᠢ ᠠᠬᠠᠯᠠᠭᠠᠥᠨ ᠰᠠᠭᠤᠪᠠ ᠬᠡᠨ᠎ᠠ ᠯᠠᠢ
ᠵᠠ ᠬᠦᠨᠳᠥ ᠭᠠᠷ ᠲᠠᠢ ᠰᠠᠪᠠᠷ ᠢ ᠴᠢᠨᠢ
ᠬᠡᠯᠡᠭᠡᠥᠨ ᠢᠷᠡᠳᠡᠭ ᠪᠤᠯᠬᠤᠯ᠎ᠠ
ᠨᠠᠶᠠᠨ ᠨᠢᠭᠡᠨ ᠠᠯᠳᠠᠨ ᠡᠰᠢ ᠲᠠᠢ ᠰᠦᠬᠡ ᠨᠢ
ᠡᠬᠢᠨ ᠡᠴᠡ ᠪᠡᠨ ᠬᠤᠭᠤᠷᠳᠠᠭ ᠦᠭᠡᠢ
ᠵᠠᠯᠠᠭᠤ ᠬᠡᠳᠤᠢ ᠴᠢᠮᠠᠴᠢᠭᠡᠢ ᠴᠢᠬᠢᠷᠠᠭ ᠪᠤᠯᠪᠠᠴᠤ
ᠮᠤᠷᠢᠨ ᠲᠡᠭᠡᠷ᠎ᠠ ᠨᠢ ᠤᠷᠭᠤᠳᠠᠭ ᠦᠭᠡᠢ
ᠬᠦᠮᠦᠨ ᠦ ᠬᠦᠨᠳᠥ ᠭᠠᠷ ᠲᠠᠢ ᠰᠠᠪᠠᠷ ᠬᠡᠳᠡᠭ
ᠪᠠᠭᠠᠳᠤᠷ ᠲᠠᠢ ᠯᠡ ᠰᠠᠨᠵᠠᠢ ᠬᠡᠨ᠎ᠡ
ᠵᠠ ᠤᠷᠴᠢᠯᠡᠩ ᠦᠨ ᠰᠠᠢᠬᠠᠨ ᠯᠢᠭᠶᠡᠨ ᠢ
ᠰᠤᠷᠠᠭᠠᠥᠨ ᠢᠷᠡᠳᠡᠭ ᠪᠤᠯᠬᠤᠯ᠎ᠠ
ᠮᠦᠩᠭᠡ ᠬᠡᠭᠴᠢ ᠠᠭᠤᠯᠠ ᠪᠠᠨ ᠡᠵᠡᠨ ᠦᠭᠡᠢ ᠬᠠᠶᠠᠭᠠᠥᠨ
ᠮᠢᠩᠭᠠᠨ ᠲᠦᠮᠡᠨ ᠠᠯᠪᠠᠳᠠᠨ ᠵᠢᠨᠨ ᠨᠣᠶᠠᠨ ᠦᠭᠡᠢ ᠬᠠᠶᠠᠭᠠᠥᠨ
ᠴᠤᠤᠳᠠᠢ ᠴᠠᠭᠠᠨ ᠬᠠᠳᠤᠨ ᠵᠢᠨᠨ ᠵᠠᠯᠠᠭᠤ ᠦᠭᠡᠢ ᠬᠠᠶᠠᠭᠠᠥᠨ
ᠴᠢᠰᠤᠨ ᠤᠯᠠᠭᠠᠨ ᠬᠡᠥᠬᠡᠥᠨ ᠵᠢᠨᠨ ᠡᠵᠡᠨ ᠦᠭᠡᠢ ᠬᠠᠶᠠᠭᠠᠥᠨ
ᠠᠯᠳᠠᠨ ᠰᠢᠷᠭ᠎ᠠ ᠪᠠᠨ ᠲᠠᠭᠠᠭᠤᠯᠤᠭᠠᠤᠨ
ᠠᠯᠳᠠᠷ ᠨᠤᠶᠠᠨ ᠵᠢᠩᠭᠠᠷ ᠲᠤ
ᠦᠷᠭᠡᠨ ᠰᠠᠢᠬᠠᠨ ᠰᠦᠩᠴᠡᠢ ᠨᠢ ᠪᠤᠯᠥᠭ᠌ᠰᠠᠨ ᠶᠤᠮ ᠡ ᠰᠠᠨᠵᠠᠢ ᠬᠡᠨ᠎ᠡ ᠯᠠᠢ
ᠵᠠ ᠰᠠᠯᠬᠢᠨ ᠲᠠᠪᠠᠭᠳᠤ ᠶᠢᠨ ᠲᠠᠷᠠᠭ᠎ᠠ ᠰᠠᠭᠤᠳᠠᠭ
ᠪᠠᠭᠠᠳᠤᠷ ᠢ ᠴᠢᠨᠢ ᠬᠡᠯᠡᠭᠡᠥᠨ ᠢᠷᠡᠳᠡᠭ ᠪᠤᠯᠬᠤᠯ᠎ᠠ
ᠰᠠᠷᠪᠠᠢᠵᠥ ᠠᠥᠠᠬᠤᠭᠰᠠᠨ ᠢᠶᠠᠨ ᠶᠠᠷᠤ ᠠᠴᠠ ᠪᠠᠨ ᠠᠯᠳᠠᠳᠠᠭ ᠦᠭᠡᠢ
ᠰᠢᠷ᠎ᠠ ᠰᠦᠬᠡ ᠪᠡᠷ ᠴᠠᠪᠴᠢᠭᠰᠠᠨ   ᠢᠶᠡᠨ ᠶᠠᠷᠤ ᠠᠴᠠ ᠪᠠᠨ ᠦᠩᠭᠡᠷᠭᠡᠳᠡᠭ ᠦᠭᠡᠢ
ᠡᠭᠦᠳᠡᠭᠴᠢ ᠪᠤᠷᠤ ᠮᠠᠩᠨᠡᠢ ᠭᠡᠳᠡᠭ ᠪᠠᠭᠠᠳᠤᠷ ᠰᠠᠭᠤᠳᠠᠭ ᠰᠠᠨᠵᠠᠢ ᠬᠡᠨ᠎ᠡ ᠯᠠᠢ
ᠵᠠ ᠵᠡᠭᠦᠨ ᠪᠡᠶ᠎ᠠ ᠶᠢᠨ ᠰᠠᠭᠤᠳᠠᠭ ᠪᠠᠭᠠᠳᠤᠷ   ᠢ ᠴᠢᠨᠢ
ᠬᠡᠯᠡᠭᠡᠥᠨ ᠢᠷᠡᠳᠡᠭ ᠪᠤᠯᠬᠤᠯ᠎ᠠ
ᠪᠤᠭᠤᠷᠤᠯ ᠬᠠᠯᠵᠡᠨ ᠬᠦᠯᠦᠭ ᠢᠶᠡᠷ ᠢᠶᠡᠨ ᠢᠷᠡᠵᠤ
ᠪᠤᠭᠳᠠ ᠨᠤᠶᠠᠨ ᠵᠢᠩᠭᠠᠷ ᠬᠠᠭᠠᠨ ᠢ ᠲᠠᠭᠠᠭᠰᠠᠨ
ᠪᠤᠯᠤᠩᠬᠠᠢ ᠬᠦᠪᠡᠭᠦᠨ ᠲᠤᠭᠰᠢᠨ ᠬᠠᠷ᠎ᠠ ᠰᠠᠷᠠᠯ ᠰᠠᠭᠤᠪᠠ ᠬᠡᠨ᠎ᠡ ᠯᠠᠢ
ᠵᠠ ᠲᠣᠭᠰᠢᠨ ᠬᠠᠷ᠎ᠠ ᠰᠠᠷᠠᠯ  ᠤᠨ ᠴᠢᠨᠢ ᠳᠠᠷᠠᠭ᠎ᠠ ᠰᠠᠭᠤᠳᠠᠭ ᠪᠠᠭᠠᠲᠤᠷ ᠪᠣᠯᠬᠤᠯ᠎ᠠ
ᠴᠠᠪᠴᠢᠬᠤᠯ᠎ᠠ ᠴᠠᠭᠠᠨ ᠴᠢᠯᠠᠭᠤ ᠪᠣᠯᠳᠠᠭ
ᠣᠭᠲᠣᠯᠤᠠᠤ᠋ᠯ᠎ᠠ ᠤᠯᠠᠭᠠᠨ ᠴᠢᠯᠠᠭᠤ ᠪᠣᠯᠳᠠᠭ
ᠬᠠᠳᠠ ᠶ᠋ᠢᠨ ᠴᠢᠨᠡᠭᠡ ᠬᠠᠷ᠎ᠠ ᠰᠠᠬᠠᠯ ᠲᠠᠢ
ᠨᠠᠴᠢᠨ ᠱᠣᠩᠬᠣᠷ ᠭᠡᠳᠡᠭ ᠯᠡ ᠪᠠᠭᠠᠳᠤᠷ ᠰᠠᠭᠤᠪᠠ ᠭᠡᠨ᠎ᠡ ᠯᠠᠢ
ᠵᠠ ᠰᠠᠨᠰᠠᠷ ᠪᠦᠷᠭᠦᠳ ᠭᠡᠳᠡᠭ ᠪᠠᠭᠠᠳᠤᠷ  ᠢ ᠴᠢᠨᠢ ᠬᠡᠯᠡᠭᠡᠳ ᠢᠷᠡᠳᠡᠭ ᠪᠣᠯᠬᠤᠯ᠎ᠠ
ᠰᠥᠨᠢ ᠳᠤᠮᠳᠠ ᠨᠢ ᠪᠣᠯᠬᠤᠯ᠎ᠠ
ᠬᠠᠷ᠎ᠠ ᠪᠦᠷᠭᠦᠳ ᠪᠣᠯᠵᠤ
ᠬᠠᠰᠢᠶ᠎ᠠ ᠮᠠᠨᠠᠨ ᠳ᠋ᠤ᠌ ᠭᠠᠷᠳᠠᠭ
ᠡᠳᠦᠷ ᠲᠤ ᠪᠣᠯᠬᠤᠯ᠎ᠠ
ᠪᠣᠭᠣ ᠮᠠᠷᠠᠯ ᠪᠣᠯᠳᠠᠭ
ᠬᠠᠷᠭᠤᠭ ᠲᠠᠭᠤᠨ ᠭᠠᠷᠳᠠᠭ
ᠬᠠᠭᠠᠨ ᠨᠣᠶᠠᠨ ᠵᠢᠩᠭᠠᠷ ᠢ᠋ ᠴᠢᠨᠢ
ᠬᠠᠷᠠᠭᠤᠯᠵᠡᠢ  ᠭᠡᠳᠡᠭ ᠪᠠᠭᠠᠲᠤᠷ ᠪᠢᠰᠢᠶᠥ
ᠵᠠ ᠡᠨᠡ ᠣᠯᠠᠨ ᠪᠠᠭᠠᠲᠤᠷ ᠤ᠋ᠳ ᠢ᠋
ᠠᠭᠲᠠ ᠬᠦᠯᠦᠭ  ᠤᠨ ᠬᠤᠷᠳᠤᠨ ᠰᠢᠷᠦᠭᠦᠨ ᠬᠣᠶᠠᠷ  ᠢ
ᠦᠵᠡᠳᠡᠭ ᠭᠠᠵᠠᠷ ᠬᠠᠮᠢᠭ᠎ᠠ ᠪᠠᠢᠳᠠᠭ ᠪᠣᠯᠪᠠ ᠭᠡᠳ
ᠡᠭᠡᠷᠡᠮ᠎ ᠵᠡᠪᠰᠡᠭ  ᠤᠨ ᠬᠤᠷᠴᠠ ᠬᠠᠲᠠᠭᠤ ᠬᠣᠶᠠᠷ ᠢ᠋
ᠰᠦᠷᠳᠡᠭ ᠴᠠᠭ ᠨᠢ ᠬᠡᠵᠢᠶ᠎ᠡ ᠬᠠᠷᠠᠭᠤᠯᠬᠤ ᠪᠣᠯᠪᠠ ᠭᠡᠳ
ᠭᠤᠷ ᠭᠤᠷ  ᠢᠶᠠᠨ ᠠᠳᠬᠤᠯᠴᠠᠭᠠᠳ
ᠭᠤᠶ᠎ᠠ ᠭᠤᠶ᠎ᠠ ᠪᠠᠨ ᠪᠡᠵᠢᠯᠴᠡᠭᠠᠥᠨ
ᠡᠭᠡᠮ᠎ ᠳᠠᠯᠣ ᠪᠠᠨ ᠲᠠᠲᠠᠯᠴᠠᠭᠠᠥᠨ
ᠡᠢᠮᠤ ᠣᠯᠠᠨ ᠪᠠᠭᠠᠳᠤᠷᠴᠥᠥᠨ ᠯᠠ ᠶᠤᠮ ᠰᠠᠨᠵᠠᠢ ᠭᠡᠨ᠎ᠡ ᠯᠠᠢ
    最新发布歌手专辑歌曲

未经本站许可严禁转载本站内容 流行歌曲歌词免费下载
Copyright©2006-2023 本站所有资讯均来自网上