山连山
  歌手:安达组合Andaunion
  所属专辑:山连山
  发行时间:2015.07.26
  发行公司:
ᠮᠥᠬᠡᠷᠡᠦ ᠮᠥᠬᠡᠷᠡᠦ ᠱᠣᠷᠣᠩ ᠬᠠᠳᠠ

ᠮᠥᠬᠡᠷᠡᠦ ᠮᠥᠬᠡᠷᠡᠦ ᠱᠣᠷᠣᠩ ᠬᠠᠳᠠ ᠬᠥ᠋
ᠮᠥᠩᠭᠥᠨ ᠳᠦ ᠪᠡᠨ ᠠᠳᠠᠯᠢᠬᠠᠨ ᠡᠯᠡᠰᠦ ᠮᠠᠩᠬ᠎ᠠ ᠬᠥ᠋
ᠮᠥᠮᠥ ᠶᠢ ᠮᠢᠨᠢ ᠥᠰᠬᠡᠭ᠍ᠰᠡᠨ ᠨᠤᠲᠤᠭ ᠶᠤᠮ ᠡ ᠬᠥ᠋
ᠮᠥᠷᠥᠭᠡᠳᠦᠨ ᠰᠠᠨᠠᠭᠳᠠᠭᠠᠳ ᠤᠢᠳᠬᠠᠷᠯᠠᠨ ᠪᠠᠢᠨ᠎ᠠ ᠬᠥ᠋

ᠠᠭᠤᠯᠠ ᠤᠰᠤ ᠨᠢ ᠦᠷᠭᠦᠯᠵᠢᠯᠡᠨ ᠪᠠᠢᠨ᠎ᠠ ᠬᠥ᠋
ᠠᠳᠤᠭᠤ ᠮᠠᠯ ᠤᠨ ᠮᠢᠨᠢ ᠪᠡᠯᠴᠢᠭᠡᠷ ᠶᠤᠮ ᠡ ᠬᠥ᠋
ᠠᠪᠤ ᠶᠢ ᠮᠢᠨᠢ ᠥᠰᠬᠡᠭ᠍ᠰᠡᠨ ᠨᠤᠲᠤᠭ ᠶᠤᠮ ᠳ᠋ᠠ ᠬᠥ᠋
ᠠᠰᠤᠷᠤ ᠰᠠᠨᠠᠭᠳᠠᠭᠠᠳ ᠤᠢᠳᠬᠠᠷᠯᠠᠨ ᠪᠠᠢᠨ᠎ᠠ ᠬᠥ᠋

ᠨᠠᠮᠤᠷ ᠤᠨ ᠤᠯᠠᠷᠢᠯ ᠬᠦᠷᠴᠦ ᠯᠡ ᠢᠷᠠᠯ᠎ᠠ ᠬᠥ᠋
ᠨᠠᠪᠴᠢ ᠨᠠᠮᠠᠭ᠎ᠠ ᠨᠢ ᠰᠢᠷᠠᠯᠠᠨ ᠪᠠᠢᠨ᠎ᠠ ᠬᠥ᠋
ᠨᠠᠭᠠᠰᠢ ᠴᠠᠭᠠᠰᠢ ᠶᠠᠪᠤᠬᠤ ᠭᠠᠯᠠᠭᠤᠨ ᠰᠦᠷᠦᠭ ᠨᠢ
ᠨᠢᠰᠤᠨ ᠳᠡᠭ᠍ᠳᠡᠭᠡᠳ ᠵᠠᠯᠭᠠᠨ ᠰᠠᠭᠤᠨ᠎ᠠ ᠬᠥ᠋

ᠮᠥᠬᠡᠷᠡᠦ ᠮᠥᠬᠡᠷᠡᠦ ᠱᠣᠷᠣᠩ ᠬᠠᠳᠠ ᠬᠥ᠋
ᠮᠥᠩᠭᠥᠨ ᠳᠦ ᠪᠡᠨ ᠠᠳᠠᠯᠢᠬᠠᠨ ᠡᠯᠡᠰᠦ ᠮᠠᠩᠬ᠎ᠠ ᠬᠥ᠋
ᠮᠥᠮᠥ ᠶᠢ ᠮᠢᠨᠢ ᠥᠰᠬᠡᠭ᠍ᠰᠡᠨ ᠨᠤᠲᠤᠭ ᠶᠤᠮ ᠡ ᠬᠥ᠋
ᠮᠥᠷᠥᠭᠡᠳᠦᠨ ᠰᠠᠨᠠᠭᠳᠠᠭᠠᠳ ᠤᠢᠳᠬᠠᠷᠯᠠᠨ ᠪᠠᠢᠨ᠎ᠠ ᠬᠥ᠋
ᠮᠥᠷᠥᠭᠡᠳᠦᠨ ᠰᠠᠨᠠᠭᠳᠠᠭᠠᠳ ᠤᠢᠳᠬᠠᠷᠯᠠᠨ ᠪᠠᠢᠨ᠎ᠠ ᠬᠥ᠋

未经本站许可严禁转载本站内容 流行歌曲歌词免费下载
Copyright©2006-2023 本站所有资讯均来自网上