波茹莱
  歌手:奈热乐队
  所属专辑:奈热乐队
  发行时间:2016.05.06
  发行公司:
ᠪᠦᠭᠡᠷᠤᠯᠠᠢ
ᠨᠠᠢᠷ ᠬᠠᠮᠲᠤᠯᠢᠭ

ᠦᠷᠡᠯ ᠦᠨ ᠰᠠᠢᠬᠠᠨ ᠮᠤᠳᠤ ᠪᠡᠷ ᠵᠢᠡᠨ
ᠦᠯᠦᠭᠡᠢ ᠬᠢᠵᠦ ᠦᠭᠭᠦᠭᠰᠡᠨ ᠠᠵᠢ ᠳ᠋ᠠᠭᠠᠨ
ᠦᠷᠯᠦᠭᠡ ᠦᠳᠡᠰᠢ ᠵᠢᠨ ᠬᠦᠢᠲᠡᠨ ᠳ᠋ᠤ
ᠦᠨᠳᠡᠢᠵᠦ ᠮᠦᠮᠦᠭᠦᠯᠦᠭᠰᠡᠨ ᠡᠵᠢ ᠮᠢᠨᠢ
ᠠᠵᠢ ᠳ᠋ᠠᠭᠠᠨ ᠡᠵᠢ ᠳ᠋ᠠᠭᠡᠨ ᠪᠦᠭᠡᠷᠤᠯᠠᠢ ᠪᠦᠦ ᠤᠬᠢᠯᠠ
ᠮᠦᠮᠦ ᠴᠢᠨᠢ ᠪᠠᠢᠨ᠎ᠠ ᠤᠤ ᠳ᠋ᠠ ᠬᠦᠢ

ᠬᠠᠢᠯᠠᠰᠤᠨ ᠰᠠᠢᠬᠠᠨ ᠮᠤᠳᠤ ᠪᠡᠷ ᠵᠢᠡᠨ
ᠬᠠᠷᠠᠭ᠎ᠠ ᠰᠢᠭᠠᠵᠤ ᠦᠭᠭᠦᠭᠰᠡᠨ ᠠᠵᠢ ᠳ᠋ᠠᠭᠠᠨ
ᠬᠠᠷᠠᠩᠭᠤᠢ ᠰᠦᠨᠢ ᠵᠢᠨ ᠬᠦᠢᠲᠡᠨ ᠳ᠋ᠠᠭᠡᠨ
ᠬᠠᠷᠠᠭᠠᠯᠵᠠᠵᠤ ᠠᠩᠬᠠᠷᠤᠭᠰᠠᠨ ᠡᠵᠢ ᠮᠢᠨᠢ
ᠠᠵᠢ ᠳ᠋ᠠᠭᠠᠨ ᠡᠵᠢ ᠳ᠋ᠠᠭᠡᠨ ᠪᠦᠭᠡᠷᠤᠯᠠᠢ ᠪᠦᠦ ᠤᠬᠢᠯᠠ
ᠮᠦᠮᠦ ᠴᠢᠨᠢ ᠪᠠᠢᠨ᠎ᠠ ᠤᠤ ᠳ᠋ᠠ ᠬᠦᠢ

ᠪᠤᠷᠤ ᠬᠠᠯᠵᠠᠨ ᠲᠠᠤᠯᠠᠢ ᠴᠢᠨᠢ
ᠪᠤᠳᠠ ᠡᠴᠡ ᠪᠠᠨ ᠰᠠᠯᠪᠠᠯ ᠦᠨᠦᠴᠢᠷᠡᠨ᠎ᠡ ᠰᠢᠤ
ᠪᠤᠨᠲᠤᠭᠤᠷ ᠲᠦᠷᠦᠭᠰᠡᠨ ᠪᠦᠭᠡᠷᠤᠯᠠᠢ
ᠮᠦᠮᠦ ᠡᠴᠡ ᠪᠠᠨ ᠬᠤᠯᠠᠳᠠᠪᠠᠯ ᠦᠨᠦᠴᠢᠷᠡᠨ᠎ᠡ ᠰᠢᠤ
ᠠᠵᠢ ᠳ᠋ᠠᠭᠠᠨ ᠡᠵᠢ ᠳ᠋ᠠᠭᠡᠨ ᠪᠦᠭᠡᠷᠤᠯᠠᠢ ᠪᠦᠦ ᠤᠬᠢᠯᠠ
ᠮᠦᠮᠦ ᠴᠢᠨᠢ ᠪᠠᠢᠨ᠎ᠠ ᠤᠤ ᠳ᠋ᠠ ᠬᠦᠢ
    最新发布歌手专辑歌曲

未经本站许可严禁转载本站内容 流行歌曲歌词免费下载
Copyright©2006-2023 本站所有资讯均来自网上