云上 uulen deer
  歌手:NOT.ZAM组合
  所属专辑:《云上》NOT.ZAM
  发行时间:2021.10.08
  发行公司:
作词 : 那苏那-NOT.ZAM组合
作曲 : 朝勒-NOT.ZAM组合
ᠬᠥᠬᠡ ᠮᠦᠩᠭᠦᠨ ᠲᠡᠭᠷᠢ ᠎ᠲᠤ ᠎ᠪᠠᠨ
ᠬᠥᠭᠡᠷᠦᠨ ᠨᠢᠰᠭᠦ ᠱᠢᠪᠠᠭᠤᠳ ᠲᠠᠢ
ᠬᠥᠯᠥᠭ ᠮᠣᠷᠢᠳ ᠎ᠤᠨ ᠦᠦᠷᠰᠡᠯ ᠳ᠋ᠦ᠍ᠨᠢ
ᠬᠦᠵᠢ ᠳᠡᠯᠡᠬᠡᠢ ᠰᠡᠷᠭᠦᠨ᠎ᠠ ᠳ᠋ᠧ
ᠠᠯᠲᠠᠨ ᠨᠠᠷᠠᠨ ᠎ᠤ ᠰᠠᠴᠤᠷᠠᠭ ᠭᠡᠢᠭᠡᠳ
ᠪᠥᠬᠥᠳᠡ ᠎ᠶᠢ ᠭᠡᠷᠡᠯᠲᠦᠭᠦᠯᠦᠨ᠎ᠡ
ᠠᠮᠢᠨ ᠵᠢᠷᠦᠬᠡᠨ ᠎ᠤ ᠳᠡᠯᠭᠡᠷ ᠨᠤᠲᠤᠭ ᠮᠢᠨᠢ
ᠲᠠᠢᠪᠣᠩ ᠠᠮᠤᠭᠤᠯᠠᠩ ᠮᠣᠩᠭᠣᠯ ᠣᠷᠣᠨ ᠮᠢᠨᠢ
ᠲᠠᠯ᠎ᠠ ᠎ᠶᠢᠨ ᠰᠠᠯᠬᠢᠨ ᠎ ᠳ᠋ᠦ᠍ᠨᠢ ᠵᠡᠷᠭᠡᠯᠭᠡᠨ ᠪᠥᠵᠢᠨ᠎ᠡ

ᠤᠷᠠᠨ ᠬᠤᠭᠤᠷ ᠎ᠶᠢᠨ ᠡᠬᠡᠱᠢᠭ ᠲᠠᠢ
ᠤᠶᠠᠬᠠᠨ ᠵᠥᠭᠡᠯᠡᠨ ᠰᠠᠯᠬᠢ ᠲᠠᠢ
ᠠᠭᠤᠯᠠᠰ ᠎ᠤᠨ ᠬᠢᠨᠢ ᠣᠷᠣᠢ ᠪᠠᠷ
ᠡᠭᠦᠯᠡᠰ ᠬᠦᠯᠦᠭᠯᠡᠭᠡᠳ
ᠬᠠᠮᠤᠭ ᠪᠥᠬᠥᠳᠡ ᠎ᠶᠢ ᠰᠡᠳᠭᠢᠯ ᠰᠡᠷᠭᠦᠬᠦ᠌
ᠨᠠᠯᠠᠭᠠᠷ ᠣᠷᠣᠨ ᠮᠢᠨᠢ
ᠬᠠᠯᠠᠭᠤᠨ ᠵᠢᠷᠦᠬᠡᠨ ᠎ᠤ ᠳᠡᠯᠭᠡᠷ ᠨᠤᠲᠤᠭ ᠮᠢᠨᠢ
ᠠᠮᠤᠭᠤᠯᠠᠩ ᠲᠠᠢᠪᠣᠩ ᠮᠣᠩᠭᠣᠯ ᠣᠷᠣᠨ ᠮᠢᠨᠢ
ᠠᠽᠢᠶ᠎ᠠ ᠎ᠶᠢᠨ ᠡᠯᠢᠭᠡᠨ ᠎ᠳ᠋ᠦ᠍ ᠎ᠪᠠᠨ ᠮᠦᠨᠬᠡᠳᠡ ᠦᠵᠡᠰᠭᠦᠯᠡᠩ

ᠡᠭᠦᠯᠡᠨ ᠳᠡᠭᠡᠭᠦᠷ ᠰᠤᠯᠤᠩᠭ᠎ᠠ ᠲᠠᠲᠠᠨ᠎ᠠ
ᠥᠨᠢᠷ ᠨᠤᠲᠤᠭ ᠵᠥᠭᠡᠯᠡᠨ ᠪᠣᠷᠣᠭᠠᠨ ᠱᠢᠪᠡᠷᠡᠨ᠎ᠡ
ᠲᠠᠨ᠎ᠠ ᠎ᠶᠢᠨ ᠦᠨᠦᠷ ᠰᠡᠳᠭᠢᠯ ᠰᠡᠷᠭᠦᠨ
ᠰᠠᠯᠬᠢ ᠢᠰᠭᠦᠷᠡᠨ᠎ᠡ
ᠲᠠᠪᠤᠨ ᠲᠢᠪ ᠎ᠤᠨ ᠬᠠᠮᠤᠭ ᠦᠵᠡᠰᠭᠦᠯᠡᠩ

ᠲᠠᠪᠤᠨ ᠲᠢᠪ ᠎ᠤᠨ ᠳᠤᠮᠳᠠ ᠎ᠡᠴᠡ ᠮᠢᠨᠤ ᠨᠤᠲᠤᠭ ᠎ᠶᠢ ᠭᠦᠢᠴᠡᠬᠦ᠌ ᠦᠭᠡᠢ
ᠲᠠᠪᠤᠨ ᠬᠣᠱᠢᠭᠤ ᠮᠠᠯ ᠲᠠᠢ ᠪᠠᠢᠬᠤ ᠎ᠳ᠋ᠦ᠍ ᠰᠡᠳᠭᠢᠯ ᠵᠢᠷᠦᠬᠡ ᠶᠠᠳᠤᠷᠬᠤ ᠦᠭᠡᠢ
ᠲᠠᠨ᠎ᠠ ᠎ᠶᠢᠨ ᠠᠷᠢᠭᠤᠨ ᠦᠨᠦᠷ ᠮᠠᠯᠴᠢᠨ ᠠᠷᠠᠳ ᠎ᠶᠢ ᠳᠡᠩᠳᠡᠭᠦᠦ ᠪᠠᠶᠠᠰᠭᠠᠨ᠎ᠠ
ᠲᠠᠪᠠᠲᠠᠢ ᠵᠢᠷᠭᠠᠨ ᠰᠠᠭᠤᠬᠤ ᠎ᠳ᠋ᠦ᠍ ᠮᠢᠨᠤ ᠨᠤᠲᠤᠭ ᠳᠡᠩᠳᠡᠭᠦᠦ ᠰᠠᠢᠬᠠᠨ

ᠨᠤᠲᠤᠭ ᠎ᠤᠨ ᠰᠠᠯᠬᠢᠨ ᠰᠡᠳᠭᠢᠯ ᠰᠡᠷᠭᠦᠨ
ᠠᠭᠤᠯᠠᠰ ᠎ᠤᠨ ᠴᠠᠭᠠᠨ᠎ᠠ ᠎ᠡᠴᠡ ᠡᠭᠦᠯᠡᠰ ᠴᠡᠩᠬᠡᠷᠯᠡᠨ
ᠡᠪᠡᠰᠦᠨ ᠳᠡᠨᠵᠢᠨ ᠳᠡᠷᠡᠯᠡᠨ ᠳᠡᠭᠡᠭᠱᠢ ᠎ᠪᠠᠨ ᠲᠡᠭᠷᠢ ᠱᠢᠷᠲᠡᠨ ᠠᠮᠤᠭᠤᠯᠠᠩ
ᠬᠥᠳᠡᠭᠡ ᠨᠤᠲᠤᠭ ᠱᠢᠭᠦᠳᠡᠷᠢ ᠪᠠᠭᠤᠨ ᠬᠢᠷᠠᠭᠤ ᠤᠨᠠᠨ᠎ᠠ
ᠲᠠᠢᠪᠣᠩ ᠠᠮᠤᠭᠤᠯᠠᠩ ᠮᠣᠩᠭᠣᠯ ᠣᠷᠣᠨ ᠮᠢᠨᠢ
ᠲᠠᠯ᠎ᠠ ᠎ᠶᠢᠨ ᠰᠠᠯᠬᠢᠨ ᠎ ᠳ᠋ᠦ᠍ᠨᠢ ᠵᠡᠷᠭᠡᠯᠭᠡᠨ ᠪᠥᠵᠢᠨ᠎

ᠡᠭᠦᠯᠡᠨ ᠳᠡᠭᠡᠭᠦᠷ ᠰᠤᠯᠤᠩᠭ᠎ᠠ ᠲᠠᠲᠠᠨ᠎ᠠ
ᠥᠨᠢᠷ ᠨᠤᠲᠤᠭ ᠵᠥᠭᠡᠯᠡᠨ ᠪᠣᠷᠣᠭᠠᠨ ᠱᠢᠪᠡᠷᠡᠨ᠎ᠡ
ᠲᠠᠨ᠎ᠠ ᠎ᠶᠢᠨ ᠦᠨᠦᠷ ᠰᠡᠳᠭᠢᠯ ᠰᠡᠷᠭᠦᠨ
ᠰᠠᠯᠬᠢ ᠢᠰᠭᠦᠷᠡᠨ᠎ᠡ
ᠲᠠᠪᠤᠨ ᠲᠢᠪ ᠎ᠤᠨ ᠬᠠᠮᠤᠭ ᠦᠵᠡᠰᠭᠦᠯᠡᠩ

ᠡᠭᠦᠯᠡᠨ ᠳᠡᠭᠡᠭᠦᠷ ᠰᠤᠯᠤᠩᠭ᠎ᠠ ᠲᠠᠲᠠᠨ᠎ᠠ
ᠥᠨᠢᠷ ᠨᠤᠲᠤᠭ ᠵᠥᠭᠡᠯᠡᠨ ᠪᠣᠷᠣᠭᠠᠨ ᠱᠢᠪᠡᠷᠡᠨ᠎ᠡ
ᠲᠠᠨ᠎ᠠ ᠎ᠶᠢᠨ ᠦᠨᠦᠷ ᠰᠡᠳᠭᠢᠯ ᠰᠡᠷᠭᠦᠨ
ᠰᠠᠯᠬᠢ ᠢᠰᠭᠦᠷᠡᠨ᠎ᠡ
ᠲᠠᠪᠤᠨ ᠲᠢᠪ ᠎ᠤᠨ ᠬᠠᠮᠤᠭ ᠦᠵᠡᠰᠭᠦᠯᠡᠩ
ᠲᠠᠪᠤᠨ ᠲᠢᠪ ᠎ᠤᠨ ᠬᠠᠮᠤᠭ ᠦᠵᠡᠰᠭᠦᠯᠡᠩ

未经本站许可严禁转载本站内容 流行歌曲歌词免费下载
Copyright©2006-2023 本站所有资讯均来自网上